Paper Information


Title ᠵᠠᠮᠤᠬ᠎ᠠ ᠶᠢᠨ ᠳᠦᠷᠢ ᠶᠢᠨ ᠣᠯᠠᠨ ᠲᠠᠯᠠᠲᠤ ᠰᠢᠨᠵᠢ
Creator ᠣᠨᠳᠤᠷᠤᠨ᠎ᠠ
Keyword
Abstract ᠲᠦᠷᠢ ᠪᠣᠯ ᠤᠳᠬ ᠠ ᠵᠣᠬᠢᠶᠠᠯ ᠤᠨ ᠤᠨᠤᠯ ᠤᠨ ᠤᠬᠠᠭᠳᠠᠬᠤᠨ ᠶᠣᠮ᠃ ᠲᠡᠷᠡ ᠨᠢ ᠵᠣᠬᠢᠶᠠᠯᠴᠢ ᠶᠢᠨ ᠨᠡᠢᠭᠡᠮ ᠤᠨ ᠠᠮᠢᠳᠤᠷᠠᠯ ᠳ᠋ᠤ ᠰᠠᠭᠤᠷᠢᠯᠠᠨ᠂ ᠬᠡᠯᠡᠨ ᠤ ᠲᠤᠰᠠᠯᠠᠮᠵᠢ ᠪᠡᠷ ᠦᠭᠡᠷᠡᠴᠢᠯᠡᠨ ᠪᠣᠯᠪᠠᠰᠤᠷᠠᠭᠤᠯᠵᠤ᠂ ᠤᠷᠠᠯᠠᠨ ᠪᠦᠲᠦᠭᠡᠵᠦ ᠭᠠᠷᠭᠠᠭᠰᠠᠨ ᠦᠵᠡᠯ ᠰᠠᠨᠠᠭ᠎ᠠ ᠰᠡᠳᠭᠯᠭᠡ ᠪᠦᠬᠦᠢ ᠬᠦᠮᠦᠰ ᠤᠨ ᠲᠦᠷᠢ ᠵᠢ ᠵᠢᠭᠠᠳᠠᠭ᠂ ᠦᠭᠡᠷ ᠡ ᠪᠡᠷ ᠬᠡᠯᠡᠪᠡᠯ ᠲᠦᠷᠢ ᠪᠣᠯ ᠤᠳᠬ ᠠ ᠵᠣᠬᠢᠶᠠᠯ ᠳ᠋ᠤ ᠵᠢᠷᠤᠭᠯᠠᠭᠳᠠᠭᠰᠠᠨ ᠪᠦᠷᠢᠨ ᠪᠦᠲᠦᠨ ᠠᠮᠢᠳᠤᠷᠠᠯ ᠤᠨᠵᠢᠷᠤᠭ ᠮᠦᠨ᠃ ᠤᠳᠬ ᠠ ᠵᠣᠬᠢᠶᠠᠯ ᠨᠢ ᠤᠷᠠᠨ ᠲᠦᠷᠢ ᠪᠦᠲᠦᠭᠡᠨ ᠠᠮᠢᠳᠤᠷᠠᠯ ᠢ ᠬᠠᠷᠠᠭᠤᠯᠳᠠᠭ ᠢᠢᠡᠷ ᠢᠢᠡᠨ ᠨᠡᠢᠭᠡᠮ ᠤᠨ ᠪᠣᠰᠤᠳ ᠲᠦᠷᠦᠯ ᠤᠨ ᠰᠢᠨᠵᠢᠯᠡᠬᠦ ᠤᠬᠠᠭᠠᠨ ᠡᠴᠡ ᠲᠤᠳᠤᠷᠬᠠᠢ ᠢᠯᠭᠠᠭᠳᠠᠳᠠᠭ᠃《ᠮᠣᠩᠭᠤᠯ ᠤᠨ ᠨᠢᠭᠤᠴᠠ ᠲᠤᠪᠴᠢᠶᠠᠨ 》 ᠪᠣᠯ ᠲᠡᠦᠭᠡᠨ ᠤᠷᠠᠨ ᠵᠣᠬᠢᠶᠠᠯ ᠭᠡᠵᠦ ᠨᠤᠲᠠᠯᠠᠭᠲᠠᠭᠰᠠᠨ ᠤ ᠨᠢᠭᠡ ᠪᠠᠷᠢᠮᠲᠠ ᠨᠢ ᠲᠠᠷᠤᠢ᠂ ᠲᠡᠭᠦᠨ ᠳ᠋ᠤ ᠠᠯᠢ ᠤᠯᠠᠨ ᠠᠮᠢᠳᠤᠯᠢᠭ ᠪᠣᠳᠠᠳᠠᠢ ᠲᠦᠷᠢ ᠪᠦᠲᠦᠭᠡᠭᠳᠡᠭᠰᠡᠨ ᠳ᠋ᠤ ᠪᠠᠢᠭ᠎ᠠ ᠶᠣᠮ᠃《ᠮᠣᠩᠭᠤᠯ ᠤᠨ ᠨᠢᠭᠤᠴᠠ ᠲᠤᠪᠴᠢᠶᠠᠨ》ᠲᠤᠳᠤᠷ ᠠ᠂ ᠤᠷᠢᠳ ᠬᠤᠵᠢᠳ ᠲᠤᠷᠪᠠᠨ ᠵᠠᠭᠤ ᠭᠠᠷᠤᠢ ᠬᠦᠮᠦᠨ ᠲᠤᠷᠠᠳᠤᠭᠲᠠᠭᠰᠠᠨ ᠪᠣᠶᠤ ᠲᠦᠷᠰᠦᠯᠡᠭᠲᠡᠭᠰᠡᠨ ᠪᠠᠢᠨ᠎ ᠠ᠃ ᠡᠭᠦᠨ ᠤ ᠲᠤᠳᠤᠷ ᠠ ᠂ ᠦᠪᠡᠷᠮᠢᠴᠡ ᠣᠨᠴᠠᠯᠢᠭ  ᠢᠢᠡᠷ ᠢᠢᠡᠨ ᠢᠯᠭᠠᠷᠠᠭᠳᠠᠨ ᠡᠷᠲᠡᠮᠲᠡᠳ ᠤᠨ ᠠᠩᠬᠠᠷᠤᠯ ᠢ ᠬᠦᠴᠦᠲᠡᠢ ᠲᠠᠳᠠᠵᠦ ᠢᠷᠡᠭᠰᠡᠨ ᠨᠢᠭᠡ ᠲᠦᠷᠢ ᠪᠣᠯ ᠵᠠᠮᠤᠬ ᠠ ᠮᠦᠨ᠃ ᠵᠠᠮᠤᠬ ᠠ ᠪᠣᠯ ᠲᠡᠦᠬᠡ ᠶᠢᠨ ᠭᠦᠮᠦᠨ ᠪᠦᠭᠡᠳ ᠤᠷᠠᠯᠢᠭ ᠤᠨ ᠬᠦᠮᠦᠨ ᠶᠣᠮ᠃ ᠡᠨᠳᠡ ᠵᠠᠮᠤᠬ ᠠ ᠭᠡᠬᠦ ᠲᠡᠦᠬᠡᠳᠦ ᠬᠦᠮᠦᠨ ᠴᠣᠬᠤᠮ ᠶᠠᠮᠠᠷ ᠪᠣᠯᠬᠤ ᠵᠢ ᠦᠭᠦᠯᠡᠬᠦ ᠭᠡᠵᠦ ᠪᠠᠢᠭ᠎ᠠ ᠪᠢᠰᠢ᠂ ᠬᠠᠷᠢᠨ 《ᠮᠣᠩᠭᠤᠯ ᠤᠨ ᠨᠢᠭᠤᠴᠠ ᠲᠤᠪᠴᠢᠶᠠᠨ》ᠳ᠋ᠡᠬᠢ ᠲᠡᠦᠬᠡᠲᠦ ᠦᠢᠯᠡ ᠠᠵᠢᠯᠯᠠᠭ᠎ᠠ ᠡᠴᠡ ᠨᠢ ᠵᠠᠮᠤᠬ ᠠ ᠶᠢᠨ ᠤᠷᠠᠨ ᠲᠦᠷᠢ ᠶᠢᠨ ᠣᠨᠴᠠᠯᠢᠭ ᠢ ᠬᠤᠷᠢᠶᠠᠩᠭᠤᠢᠯᠠᠬᠤ ᠪᠡᠷ ᠪᠠᠢᠨ᠎ᠠ᠃
Original Literature No Original Paper
出自 内蒙古师范大学学报 1994年 第3期

联系我们


内蒙古大学图书馆
呼和浩特市大学西路235号
中国·内蒙古
P: (0471) 4992561
E: huangfeilong@imu.edu.cn