Paper Information


Title ᠬᠣᠩᠬᠢᠷᠠᠳ ᠠᠢᠮᠠᠭ ᠤᠨ ᠲᠡᠦᠬᠡ ᠶᠢᠨ ᠲᠣᠬᠠᠢ ᠨᠠᠷᠢᠪᠴᠢᠯᠠᠬᠤ ᠨᠢ
Creator ᠨᠠᠭᠤᠷ
Keyword ᠬᠣᠩᠬᠢᠷᠠᠳ ᠠᠢᠮᠠᠭ; ᠶᠤᠸᠠᠨ; ᠮᠢᠩ;ᠴᠢᠩ
Abstract ᠬᠣᠩᠬᠢᠷᠠᠳ ᠠᠢᠮᠠᠭ ᠪᠣᠯ ᠤᠮᠠᠷᠠᠲᠤ ᠶᠢᠨ ᠡᠷᠲᠡᠨ ᠤ ᠠᠢᠮᠠᠭ ᠪᠣᠯᠤᠨ᠎ᠠ᠃ ᠯᠢᠶᠤᠤ ᠤᠯᠤᠰ᠂ ᠠᠯᠲᠠᠨ ᠤᠯᠤᠰ ᠤᠨ ᠦᠶ ᠡ ᠳ᠋ᠤ ᠲᠡᠳᠡ ᠨᠢᠭᠡᠨᠲᠡ ᠬᠦᠴᠦᠷᠭᠡᠭ ᠠᠢᠮᠠᠭ ᠪᠣᠯᠵᠤ ᠮᠣᠩᠭᠤᠯ  ᠤᠨ ᠦᠨᠳᠦᠷᠢᠯᠢᠭ ᠲᠤ ᠠᠯᠳᠠᠷ ᠨᠡᠷ ᠠ ᠪᠠᠨ ᠮᠠᠨᠳᠤᠭᠤᠯᠵᠠᠢ᠃ ᠮᠣᠩᠭᠤᠯ ᠬᠠᠭᠠᠨᠲᠤ ᠤᠯᠤᠰ ᠤᠨ ᠦᠶ ᠡ ᠳ᠋ᠤ ᠡᠨᠡ ᠠᠢᠮᠠᠭ ᠤᠨ ᠲᠦᠷᠦᠭᠦᠦ ᠨᠢ ᠭᠡᠦᠬᠡᠨ ᠢᠢᠡᠨ ᠴᠢᠩᠬᠢᠰ ᠬᠠᠭᠠᠨ ᠳ᠋ᠤ ᠮᠣᠷᠳᠠᠭᠤᠯᠤᠭᠰᠠᠨ ᠪᠦᠭᠡᠳ ᠲᠦᠷᠦ ᠪᠠᠢᠭᠤᠯᠬᠤ ᠳ᠋ᠤ ᠭᠠᠪᠢᠶ ᠠ ᠵᠢᠳᠭᠦᠯ ᠲᠠᠢ ᠲᠤᠯᠠ ᠬᠠᠭᠠᠨ ᠡᠴᠡ ᠦᠶᠡ ᠶᠢᠨ ᠦᠶ ᠡ ᠤᠷᠤᠭ ᠰᠠᠭᠤᠬᠤ ᠪᠡᠷ ᠵᠠᠷᠯᠠᠵᠠᠢ᠃ ᠶᠤᠸᠠᠨ ᠤᠯᠤᠰ ᠤᠨ ᠦᠶ ᠡ ᠳ᠋ᠤ ᠬᠤᠩᠬᠢᠷᠠᠳ ᠠᠢᠮᠠᠭ ᠤᠨ ᠲᠦᠷᠦᠭᠦᠴᠦᠳ ᠬᠠᠭᠠᠨ ᠤ ᠬᠦᠷᠭᠡᠨ ᠪᠣᠯᠳᠠᠭ ᠪᠦᠭᠡᠳ ᠯᠦ ᠸᠠᠩ ᠴᠣᠯᠠ ᠡᠷᠭᠦᠮᠵᠢᠯᠡᠭᠳᠡᠵᠦ ᠢᠩ ᠴᠠᠩ ᠹᠦ᠋ ᠳ᠋ᠤ ᠰᠠᠭᠤᠵᠤ ᠪᠠᠢᠵᠠᠢ᠃ ᠮᠢᠩ ᠤᠯᠤᠰ ᠤᠨ ᠰᠡᠭᠦᠯᠴᠢ ᠪᠡᠷ ᠲᠡᠳᠡ ᠦᠪᠦᠷ ᠬᠠᠯᠬ᠎ᠠ ᠲᠠᠪᠤᠨ ᠤᠲᠤᠭ ᠤᠨ ᠨᠢᠭᠡ ᠨᠢ ᠪᠣᠯᠵᠤ᠂ ᠮᠢᠩ ᠤᠯᠤᠰ ᠤᠨ ᠯᠢᠶᠣᠣ ᠳ᠋ᠦᠩ ᠣᠷᠤᠨ ᠢᠢᠡᠷ ᠠᠵᠢᠯᠯᠠᠭ᠎ᠠ ᠬᠢᠵᠦ ᠪᠠᠢᠪᠠ᠃ ᠴᠢᠩ ᠤᠯᠤᠰ ᠤᠨ ᠦᠶ ᠡ ᠳ᠋ᠤ ᠬᠤᠩᠬᠢᠷᠠᠳ ᠠᠢᠮᠠᠭ ᠤᠨ ᠲᠦᠷᠦᠭᠦᠴᠦᠳ ᠨᠢ ᠮᠠᠨᠵᠤ ᠲᠠᠢ ᠲᠠᠢᠰᠤᠩᠨᠠᠭᠰᠠᠨ ᠪᠠ ᠶᠤᠸᠠᠨ ᠤᠯᠤᠰ ᠤᠨ ᠬᠠᠭᠠᠨ ᠤ ᠤᠲᠤᠭ ᠪᠠᠢᠭᠰᠠᠨ ᠣᠨᠴᠠᠭᠠᠢ ᠪᠠᠢᠳᠠᠯ ᠡᠴᠡ ᠰᠢᠯᠳᠠᠭᠠᠯᠠᠵᠤ ᠲᠡᠳᠡᠨ ᠢ ᠬᠤᠰᠢᠭᠤ ᠬᠤᠪᠢᠶᠠᠨ ᠵᠠᠰᠠᠭ ᠲᠠᠯᠪᠢᠭᠰᠠᠨ ᠦᠭᠡᠢ ᠶᠣᠮ᠃
Original Literature View Original Paper
出自 赤峰学院学报(蒙文哲学社会科学版) 2014年 第4期

联系我们


内蒙古大学图书馆
呼和浩特市大学西路235号
中国·内蒙古
P: (0471) 4992561
E: huangfeilong@imu.edu.cn