| Abstract | 
                ᠲᠡᠮᠭᠡᠲᠦ ᠪᠡᠷ ᠲᠣᠬᠠᠢ ᠶᠢᠨ ᠦᠶ ᠡ ᠳ᠋ᠤ ᠮᠣᠩᠭ᠋ᠤᠯ ᠣᠷᠴᠢᠭᠤᠯᠭ᠋ ᠠ  ᠶᠢᠨ 《ᠭᠤᠷᠪᠠᠨ ᠤᠯᠤᠰ ᠤᠨ ᠦᠯᠢᠭᠡᠷ》ᠲᠤᠵᠢᠨ ᠱᠸᠩ ᠲᠠᠨ ᠤ ᠬᠢᠭ᠍ᠰᠡᠨ ᠪᠦᠯᠦᠭ ᠤᠨ ᠴᠣᠬᠤᠯᠠᠪᠤᠷᠢ  ᠵᠢ ᠲᠤᠩ ᠴᠢᠬᠤᠯᠠᠴᠢᠯᠴᠵᠤ ᠪᠠᠢᠢᠵᠠᠢ᠃ ᠲᠡᠷᠡ ᠦᠪᠡᠷ ᠤᠨ 《ᠭᠤᠷᠪᠠᠨ ᠤᠯᠤᠰ ᠤᠨ ᠲᠡᠦᠬᠡ  ᠶᠢᠨ ᠭᠠᠷᠭᠠᠯᠭ᠋ ᠠ 》ᠭᠡᠬᠦ ᠦᠭᠦᠯᠡᠯ ᠳ᠋ᠡᠭᠡᠨ 《ᠬᠡᠷᠪᠡ ᠮᠣᠩᠭ᠋ᠤᠯ  ᠣᠷᠴᠢᠭᠤᠯᠭ᠋ ᠠ  ᠶᠢᠨ 《ᠭᠤᠷᠪᠠᠨ ᠤᠯᠤᠰ ᠤᠨ ᠦᠯᠢᠭᠡᠷ》 ᠲᠤ ᠵᠢᠨ ᠱᠢᠸᠩ ᠲᠠᠨ ᠤ ᠬᠢᠭᠰᠡᠨ ᠪᠦᠯᠦᠭ  ᠤᠨ ᠴᠣᠬᠤᠯᠠᠪᠤᠷᠢ ᠲᠤᠳᠠᠭᠳᠠᠪᠠᠯ《ᠨᠢᠭᠡᠨ ᠢᠵᠢ ᠪᠢᠴᠢᠭ᠌》ᠪᠣᠯᠵᠤ ᠴᠢᠳᠠᠬᠤ ᠦᠭᠡᠢ ᠶᠣᠮ᠃》ᠭᠡᠵᠦ ᠦᠵᠡᠭᠰᠡᠨ ᠶᠣᠮ᠃ ᠡᠨᠡ ᠬᠦ ᠦᠵᠡᠯᠲᠡ ᠶᠢᠨ ᠤᠭ ᠰᠠᠨᠠᠭ᠋ ᠠ ᠪᠣᠯ  ᠤᠳᠬ ᠠ ᠵᠣᠬᠢᠶᠠᠯ ᠤᠷᠠᠯᠢᠭ ᠨᠢ ᠤᠭ ᠡᠴᠡ ᠨᠢᠭᠡᠨ ᠪᠠᠢᠢᠭᠠᠵᠢ  ᠶᠢᠨ ᠰᠢᠰᠲ᠋ᠸᠮ ᠪᠠᠢᠢᠭᠰᠠᠨ ᠭᠡᠳᠡᠭ ᠢ ᠡᠷᠳᠡᠮᠲᠡᠨ ᠪᠠᠭᠰᠢ ᠨᠠᠷ ᠲᠤ ᠬᠦᠯᠢᠶᠡᠯᠭᠡᠨ ᠠᠪᠤᠭᠤᠯᠬᠤ ᠵᠢ ᠰᠠᠨᠠᠭᠤᠤᠯᠭᠰᠠᠨ ᠶᠠᠪᠤᠳᠠᠯ ᠪᠣᠯᠤᠨ᠌ ᠠ᠃ |