Paper Information


Title ᠮᠣᠩᠭᠤᠯ ᠲᠦᠷᠦᠯ ᠤᠨ ᠬᠡᠯᠡ ᠠᠶᠠᠯᠭᠤᠨ ᠳ᠋ᠡᠬᠢ《i ᠶᠢᠨ ᠨᠤᠭᠤᠷᠠᠯ》 ᠤᠨ ᠣᠨᠴᠠᠯᠢᠭ ᠰᠢᠨᠵᠢ
Creator ᠬᠠᠰᠪᠠᠭᠠᠨ᠎ᠠ
Keyword ᠮᠣᠩᠭᠤᠯ ᠲᠦᠷᠦᠯ ᠤᠨ ᠬᠡᠯᠡ ᠠᠶᠠᠯᠭᠤ;《i ᠶᠢᠨ ᠨᠤᠭᠤᠷᠠᠯ》 ᠣᠨᠴᠠᠯᠢᠭ ᠰᠢᠨᠵᠢ
Abstract ᠲᠤᠰ ᠦᠭᠦᠯᠡᠯ ᠳ᠋ᠤ᠂ ᠮᠣᠩᠭᠤᠯᠡᠯᠡᠨ ᠤ ᠠᠪᠢᠶᠠᠨ ᠤ ᠰᠢᠨᠵᠢᠯᠡᠯ ᠳ᠋ᠤ ᠠᠯᠢ ᠡᠷᠲᠡ ᠲᠤᠷᠠᠳᠤᠭᠳᠠᠭᠰᠠᠨ《i ᠶᠢᠨ ᠨᠤᠭᠤᠷᠠᠯ》 ᠢ ᠪᠦᠬᠦᠢᠯᠡ ᠮᠣᠩᠭᠤᠯ ᠲᠦᠷᠦᠯ ᠤᠨ ᠬᠡᠯᠡ ᠠᠶᠠᠯᠭᠤᠨ ᠤ ᠦᠷᠭᠡᠨ ᠬᠡᠪᠴᠢᠶᠡᠨ ᠳ᠋ᠤ ᠬᠠᠷᠢᠴᠠᠭᠤᠯᠤᠨ ᠰᠢᠨᠵᠢᠯᠡᠵᠦ᠂ ᠮᠣᠩᠭᠤᠯ᠂ ᠲᠠᠭᠤᠷ ᠬᠡᠯᠡ ᠪᠣᠯᠤᠨ ᠮᠣᠩᠭᠤᠷ ᠵᠡᠷᠭᠡ ᠪᠠᠷᠠᠭᠤᠨ ᠪᠦᠯᠦᠭ ᠤᠨ ᠮᠣᠩᠭᠤᠯ ᠲᠦᠷᠦᠯ  ᠤᠨ ᠬᠡᠯᠡ ᠲᠤᠰ ᠪᠦᠷᠢ ᠳ᠋ᠤ 《i  ᠶᠢᠨ ᠨᠤᠭᠤᠷᠠᠯ》 ᠠᠳᠠᠯᠢ ᠪᠣᠰᠤ ᠶᠢᠨ ᠣᠨᠴᠠᠯᠢᠭ ᠲᠠᠢ ᠪᠠᠢᠬᠤ ᠵᠢᠴᠢa ᠡᠭᠡᠰᠢᠭ ᠤᠨ ᠡᠮᠦᠨ᠎ᠠ ᠦᠶ ᠡ ᠳ᠋ᠤ ᠣᠷᠤᠭᠰᠠᠨ i ᠪᠣᠯᠤᠨ ᠤᠷᠤᠭᠤᠯ ᠤᠨ ᠡᠭᠡᠰᠢᠭ ᠤᠨ ᠡᠮᠦᠨ᠎ᠠ ᠦᠶ ᠡ ᠳ᠋ᠤ ᠣᠷᠤᠭᠰᠠᠨ i ᠶᠢᠨ 《ᠨᠤᠭᠤᠷᠠᠯ》 ᠨᠢ ᠵᠦᠷᠢᠶᠡᠨᠲᠡᠢ ᠪᠠᠢᠬᠤ ᠪᠠᠢᠳᠠᠯ ᠢ ᠲᠣᠳᠤᠷᠬᠠᠢᠯᠠᠨ ᠰᠢᠨᠵᠢᠯᠡᠵᠦ᠂ ᠮᠣᠩᠭᠤᠯ ᠲᠦᠷᠦᠯ ᠤᠨ ᠬᠡᠯᠡ ᠠᠶᠠᠯᠭᠤᠨ ᠳ᠋ᠡ᠋ᠬᠢ 《i  ᠶᠢᠨ ᠨᠤᠭᠤᠷᠠᠯ》 ᠤᠨ ᠡᠭᠦᠰᠦᠯ ᠭᠦᠭᠵᠢᠯ ᠤᠨ ᠦᠨᠳᠦᠰᠨ ᠶᠠᠪᠤᠴᠠ ᠵᠢ ᠰᠢᠨᠵᠢᠯᠡᠵᠦ ᠲᠤᠳᠤᠷᠠᠭᠤᠯᠤᠭᠰᠠᠨ ᠪᠠᠢᠨ᠎ᠠ᠃ ᠦᠭᠦᠯᠡᠯ ᠳ᠋ᠤ᠂ 《i  ᠶᠢᠨ ᠨᠤᠭᠤᠷᠠᠯ》 ᠤᠨ ᠪᠠᠢᠳᠠᠯ ᠨᠢ ᠮᠣᠩᠭᠤᠯ ᠲᠦᠷᠦᠯ ᠤᠨ ᠬᠡᠯᠡ ᠠᠶᠠᠯᠭᠤᠨ ᠤ ᠬᠠᠷᠢᠴᠠᠭ᠎ᠠ ᠬᠣᠯᠪᠤᠭ᠎ᠠ ᠵᠢ ᠰᠣᠳᠤᠯᠬᠤ ᠶᠢᠨ ᠴᠢᠬᠤᠯᠠ ᠪᠠᠷᠢᠮᠲᠠ ᠪᠣᠯᠬᠤ;ᠲᠣᠬᠠᠢᠯᠠᠪᠠᠯ᠂《i  ᠶᠢᠨ ᠨᠤᠭᠤᠷᠠᠯ》 ᠤᠨ ᠲᠠᠯ ᠠ ᠡᠴᠡ ᠦᠵᠡᠪᠡᠯ᠂ ᠲᠠᠭᠤᠷ ᠬᠡᠯᠡᠨ ᠤ ᠣᠯᠠᠨ ᠮᠣᠩᠭᠤᠯ ᠬᠡᠯᠡ ᠠᠵᠠᠯᠭᠤ ᠡᠴᠡ ᠰᠠᠯᠪᠤᠷᠢᠯᠠᠭᠰᠠᠨ ᠴᠠᠭ ᠨᠢ ᠮᠣᠩᠭᠤᠷ ᠵᠡᠷᠭᠡ ᠪᠠᠷᠠᠭᠤᠨ ᠪᠦᠯᠦᠭ ᠤᠨ ᠬᠡᠯᠡ ᠨᠤᠭᠦᠳ ᠡᠴᠡ ᠡᠷᠲᠡ ᠪᠦᠭᠡᠳ ᠬᠦᠭᠵᠢᠯ ᠤᠨ ᠶᠠᠪᠤᠴᠠ ᠳ᠋ᠠᠭᠠᠨ ᠮᠣᠩᠭᠤᠯ᠂ ᠲᠠᠭᠤᠷ ᠬᠣᠶᠠᠷ ᠬᠡᠯᠡᠨ ᠤ ᠬᠠᠷᠢᠴᠠᠭ᠎ᠠ ᠬᠣᠯᠪᠤᠭ᠎ᠠ ᠲᠠᠰᠤᠷᠠᠭ᠎ᠠ ᠦᠭᠡᠢ᠂ ᠲᠠᠭᠤᠷ ᠬᠡᠯᠡ ᠴᠦ ᠪᠠᠰᠠ ᠮᠣᠩᠭᠤᠯ ᠬᠡᠯᠡᠨ ᠤ ᠨᠦᠯᠦᠭᠡ ᠵᠢ ᠵᠣᠬᠢᠬᠤ ᠬᠡᠮᠵᠢᠶ ᠡ ᠪᠡᠷ ᠬᠦᠷᠲᠡᠭᠰᠡᠨ ᠭᠡᠬᠦ ᠵᠡᠷᠭᠡ ᠴᠢᠬᠤᠯᠠ ᠦᠵᠡᠯᠲᠡ ᠵᠢ ᠲᠤᠷᠠᠳᠴᠠᠢ᠃
Original Literature No Original Paper
出自 内蒙古师范大学学报 2001年 第4期

联系我们


内蒙古大学图书馆
呼和浩特市大学西路235号
中国·内蒙古
P: (0471) 4992561
E: huangfeilong@imu.edu.cn