Abstract |
ᠬᠤᠢᠳ ᠤᠨ ᠠᠮᠠᠨ ᠶᠠᠷᠢᠶᠠᠨ ᠳ᠋ᠤ ᠬᠢ ᠪᠠᠭᠠᠲᠤᠷ ᠵᠠᠪᠬᠠᠨ ᠮᠡᠷᠭᠡᠨ ᠢ ᠲᠤᠳᠤᠭᠠᠲᠤ ᠭᠠᠳᠠᠭᠠᠲᠤ ᠶᠢᠨ ᠡᠷᠳᠡᠮᠲᠡᠨ ᠪᠦᠷ ᠲᠤᠮᠤᠭᠲᠤᠨ ᠬᠦᠮᠦᠨ ᠢᠢᠡᠷ ᠦᠵᠡᠳᠡᠭ᠃ ᠵᠣᠬᠢᠶᠠᠭᠴᠢ ᠲᠡᠭᠦᠨ ᠢ 16ᠳ᠋ᠤᠭᠠᠷ ᠵᠠᠭᠤᠨ ᠤ ᠲᠤᠮᠳᠠᠴᠢ ᠦᠶ ᠠ ᠪᠡᠷ ᠠᠮᠢᠳᠤᠷᠠᠵᠤ ᠪᠠᠢᠭᠰᠠᠨ ᠲᠡᠦᠭᠡ ᠶᠢᠨ ᠪᠤᠳᠠᠳᠤ ᠬᠦᠮᠦᠨ ᠬᠡᠮᠡᠨ ᠨᠤᠲᠠᠯᠠᠵᠠᠢ᠃ ᠦᠭᠦᠯᠡᠯ ᠳ᠋ᠤ ᠮᠣᠩᠭᠤᠯ ᠲᠡᠦᠭᠡᠨ ᠰᠤᠷᠪᠤᠯᠵᠢᠰ᠂ ᠤᠨᠴᠠᠭᠠᠢᠯᠠᠨ《 ᠡᠷᠳᠡᠨᠢ ᠲᠤᠨᠤᠮᠠᠯ ᠨᠡᠷᠡᠲᠦ ᠰᠣᠳᠤᠷ ᠤᠷᠤᠰᠢᠪᠠ》᠂《 ᠡᠷᠳᠡᠨᠢ ᠶᠢᠨ ᠲᠤᠪᠴᠢ》᠂《 ᠲᠦᠷᠪᠡᠨ ᠤᠢᠷᠠᠳ ᠤᠨ ᠲᠡᠦᠭᠡ》 ᠵᠡᠷᠭᠡ ᠶᠢᠨ ᠬᠤᠢᠳ ᠤᠨ ᠨᠤᠶᠠᠯᠠᠭᠴᠢᠳ ᠤᠨ ᠦᠶ ᠠ ᠵᠠᠯᠭᠠᠮᠵᠢ᠂ ᠤᠲᠤᠭ ᠲᠦᠮᠡᠨ᠂ ᠨᠤᠲᠤᠭ ᠪᠠ ᠠᠯᠲᠠᠨ ᠬᠠᠨ ᠨᠠᠷ ᠲᠦᠷᠪᠡᠨ ᠤᠢᠷᠠᠳ ᠲᠤ ᠴᠡᠷᠢᠭᠯᠡᠭᠰᠡᠨ ᠲᠤᠬᠠᠢ ᠲᠡᠮᠳᠡᠭᠯᠡᠯ ᠢ ᠦᠨᠳᠦᠰᠦᠯᠡᠨ ᠬᠤᠢᠳ ᠤᠨ ᠪᠠᠭᠠᠲᠤᠷ ᠵᠠᠪᠬᠠᠨ ᠮᠡᠷᠭᠡᠨ ᠤ ᠭᠠᠷᠤᠯ ᠲᠡᠦᠭᠡ ᠵᠢ ᠰᠢᠨᠵᠢᠯᠡᠵᠡᠢ᠃ |