Abstract |
《ᠶᠤᠸᠠᠨ ᠤ ᠰᠤᠳᠤᠷ》ᠲᠤ᠂ ᠮᠦᠩᠬᠡ ᠬᠠᠭᠠᠨ ᠤ ᠦᠶ᠎ᠡ ᠳᠤ ᠤᠷᠢᠶᠠᠩᠬᠠᠳᠠᠢ᠂ ᠦᠯᠡᠭᠦᠦ ᠶᠢ ᠲᠠᠭᠠᠨ ᠪᠠᠷᠠᠭᠤᠨᠰᠢ ᠲᠠᠢ᠌ᠯᠠᠭᠰᠠᠨ ᠲᠡᠮᠳᠡᠭᠯᠡᠯ ᠪᠠᠢ᠌ᠳᠠᠭ᠃ ᠵᠤᠬᠢᠶᠠᠭᠴᠢ ᠡᠴᠡ ᠪᠤᠰᠤᠳ ᠲᠡᠦᠬᠡᠨ ᠮᠠᠲ᠋ᠸᠷᠢᠶᠠᠯ ᠬᠢᠭᠡᠳ ᠲᠡᠦᠬᠡᠨ ᠦᠢᠯᠡ ᠶᠠᠪᠤᠳᠠᠯ ᠢ ᠦᠨᠳᠦᠰᠦᠯᠡᠵᠦ᠂ ᠡᠨᠡ ᠬᠦ ᠲᠡᠮᠳᠡᠭᠯᠡᠯ ᠪᠤᠷᠤᠭᠤᠳᠠᠵᠠᠢ ᠭᠡᠰᠡᠨ ᠢ ᠨᠤᠳᠠᠯᠠᠬᠤ ᠶᠢᠨ ᠲᠠᠭᠠᠤ᠂ ᠮᠦᠩᠬᠡ ᠬᠠᠭᠠᠨ ᠤ ᠵᠠᠷᠯᠢᠭ ᠶᠢᠡᠷ ᠰᠦᠩ ᠤᠯᠤᠰ ᠢ ᠲᠠᠢ᠌ᠯᠠᠬᠤ ᠦᠶ᠎ᠡ ᠳᠤ ᠤᠷᠢᠶᠠᠩᠬᠠᠳᠠᠢ ᠵᠢᠴᠢ 《ᠲᠦᠷᠪᠡᠨ ᠸᠠᠩ》 ᠤᠨ ᠮᠤᠷᠢᠳᠤ ᠴᠡᠷᠢᠭ ᠤᠨ ᠲᠤᠬᠠᠢ ᠲᠡᠮᠳᠡᠭᠯᠡᠯ ᠢ ᠦᠨᠳᠦᠰᠦᠯᠡᠵᠦ᠂ ᠲᠤᠰ 《ᠲᠦᠷᠪᠡᠨ ᠸᠠᠩ》 ᠨᠢ ᠴᠤᠬᠤᠮ ᠠᠯᠢ ᠠᠯᠢ ᠸᠠᠩ ᠪᠤᠯᠬᠤ ᠶᠢ ᠲᠤᠳᠤᠷᠬᠠᠢ᠌ᠯᠠᠬᠤ ᠪᠡᠷ ᠬᠢᠴᠢᠶᠡᠪᠡ᠃ ᠡᠭᠦᠨ ᠤ ᠲᠠᠭᠠᠤ ᠵᠠᠷᠢᠮ ᠮᠠᠳᠠᠭ ᠲᠠᠢ ᠲᠡᠦᠬᠡᠨ ᠬᠡᠯᠡᠯᠭᠡ ᠶᠢ ᠵᠦᠪᠳᠡᠭᠡᠬᠦ ᠶᠢ ᠵᠤᠷᠢᠵᠠᠢ᠃ |